游牧记忆-战旗乐队SULD

游牧记忆

专辑:记忆

时间:2017-09-13

    使用手机浏览器「扫一扫」

    在手机上保存,获得更好体验

标签
猜你喜欢的歌曲
歌词

游牧记忆 - 战旗乐队SULD

词:白斯乐

曲:白斯乐

编曲:战旗乐队SULD

ᠬᠦᠷᠦᠰᠦᠲᠤ ᠪᠠᠶᠢᠭᠠᠯᠢ ᠭᠡᠭᠡᠨ ᠤᠷᠴᠢᠯᠠᠩ

ᠬᠦᠭᠵᠢᠯ ᠪᠠᠶᠠᠰᠤᠯ ᠲᠡᠭᠦᠰ ᠬᠤᠤᠰᠯᠠᠭᠰᠠᠨ

ᠬᠦᠰᠡᠭᠦᠶᠢᠴᠢ ᠪᠤᠳᠤᠯ ᠬᠦᠮᠦᠰ ‍ᠤᠨ ᠬᠤᠷᠸ᠎ᠠ ᠳ᠋ᠤ ᠪᠠᠶᠠᠰᠤᠨ᠎ᠠ

ᠠᠭᠤᠳᠠᠮ ᠴᠡᠯᠡᠭᠡᠷ ᠬᠠᠩᠭᠠᠢ ᠨᠤᠳᠤᠭ ᠲᠤ

ᠤᠲᠤᠮᠲᠤ ᠨᠡᠭᠦᠳᠡᠯᠴᠢᠨ ᠮᠢᠩᠭᠠᠨ ᠤᠨ ᠴᠤᠤᠷᠢᠶᠠᠳᠤᠭᠰᠠᠨ

ᠤᠨᠠᠭᠠᠨ ᠨᠠᠰᠤᠨ ‍ᠤ ᠵᠡᠭᠦᠳᠦᠨ ᠳ᠋ᠤ ᠶᠠᠷᠤᠨᠢ ᠢᠩᠬᠢᠵᠦ ᠪᠤᠳᠤᠭᠳᠠᠳᠠᠭ

ᠦᠨᠳᠦᠷ ᠲᠤ ᠲᠡᠭᠦᠯᠢᠭᠰᠡᠨ ᠬᠠᠷᠴᠠᠭᠠᠢ ᠰᠢᠪᠠᠭᠤᠳ

ᠦᠳᠦ ᠰᠤᠳᠤᠨ ᠲᠠᠯᠠᠪᠴᠢ ᠦᠭᠡᠢ ᠪᠤᠯᠪᠠᠯ

ᠦᠩᠭᠡᠲᠤ ᠤᠷᠴᠢᠯᠠᠩ ᠠᠭᠤᠳᠠᠮ ᠤᠭᠲᠠᠷᠭᠤᠢ ᠳ᠋ᠤ ᠬᠡᠷᠬᠢᠨ ᠲᠡᠭᠦᠯᠢᠨ᠎ᠡ

ᠤᠷᠤᠰᠬᠠᠯ ᠢᠶᠡᠨ ᠲᠠᠭᠠᠨ ᠨᠡᠭᠦᠳᠡᠯᠡᠭᠰᠡᠨ ᠮᠤᠩᠭᠤᠯ

ᠦᠨᠡᠨᠴᠢ ᠴᠠᠶᠢᠯᠭᠠᠨ ᠰᠡᠳᠬᠢᠯ ᠦᠭᠡᠢ ᠪᠤᠯᠪᠠᠯ

ᠤᠨ ᠵᠢᠯ ‍ᠤᠳ ‍ᠤᠨ ᠲᠤᠭᠤᠰᠤᠨ ᠳ᠋ᠤ ᠨᠡᠭᠦᠳᠡᠯᠴᠢ ᠨᠤᠲᠤᠭ ᠶᠠᠭᠠᠬᠢᠵᠦ ᠲᠤᠭᠳᠠᠨ᠎ᠠ

ᠤᠭᠰᠠᠭ᠎ᠠ ᠨᠢᠭᠡᠲᠠᠢ ᠶᠠᠪᠤᠭᠰᠠᠨ ᠪᠢᠳᠡᠨ ᠳ᠋ᠤ

ᠤᠭᠤᠷᠠᠭ ᠰᠦ ᠰᠢᠭ ᠠᠷᠢᠭᠤᠨ ᠰᠡᠳᠬᠢᠯ ᠪᠠᠶᠢᠭᠰᠠᠨ

ᠦᠨᠳᠦᠷ ᠲᠤ ᠲᠡᠭᠦᠯᠢᠭᠰᠡᠨ ᠬᠠᠷᠴᠠᠭᠠᠢ ᠰᠢᠪᠠᠭᠤᠳ

ᠦᠳᠦ ᠰᠤᠳᠤᠨ ᠲᠠᠯᠠᠪᠴᠢ ᠦᠭᠡᠢ ᠪᠤᠯᠪᠠᠯ

ᠦᠩᠭᠡᠲᠤ ᠤᠷᠴᠢᠯᠠᠩ ᠠᠭᠤᠳᠠᠮ ᠤᠭᠲᠠᠷᠭᠤᠢ ᠳ᠋ᠤ ᠬᠡᠷᠬᠢᠨ ᠲᠡᠭᠦᠯᠢᠨ᠎ᠡ

ᠤᠷᠤᠰᠬᠠᠯ ᠢᠶᠡᠨ ᠲᠠᠭᠠᠨ ᠨᠡᠭᠦᠳᠡᠯᠡᠭᠰᠡᠨ ᠮᠤᠩᠭᠤᠯ

ᠦᠨᠡᠨᠴᠢ ᠴᠠᠶᠢᠯᠭᠠᠨ ᠰᠡᠳᠬᠢᠯ ᠦᠭᠡᠢ ᠪᠤᠯᠪᠠᠯ

ᠤᠨ ᠵᠢᠯ ‍ᠤᠳ ‍ᠤᠨ ᠲᠤᠭᠤᠰᠤᠨ ᠳ᠋ᠤ ᠨᠡᠭᠦᠳᠡᠯᠴᠢ ᠨᠤᠲᠤᠭ ᠶᠠᠭᠠᠬᠢᠵᠦ ᠲᠤᠭᠳᠠᠨ᠎ᠠ

ᠤᠭᠰᠠᠭ᠎ᠠ ᠨᠢᠭᠡᠲᠠᠢ ᠶᠠᠪᠤᠭᠰᠠᠨ ᠪᠢᠳᠡᠨ ᠳ᠋ᠤ

ᠤᠭᠤᠷᠠᠭ ᠰᠦ ᠰᠢᠭ ᠠᠷᠢᠭᠤᠨ ᠰᠡᠳᠬᠢᠯ ᠪᠠᠶᠢᠭᠰᠠᠨ

ᠠᠭᠤᠳᠠᠮ ᠲᠡᠨᠢᠭᠡᠷ ᠨᠤᠲᠤᠭ ‍ᠤᠨ ᠰᠠᠬᠢᠭᠤᠯᠴᠢᠳ

ᠤᠳᠤᠮᠲᠤ ᠰᠠᠶᠢᠬᠠᠨ ᠢᠷᠦᠭᠡᠯ ᠢᠶᠡᠨ ᠤᠶᠠᠩᠭᠠᠯᠠᠨ ᠲᠡᠪᠰᠢᠭᠦᠯᠦᠶ᠎ᠡ

展开显示全部歌词