Desant、Top Pioner、Degi、KA - Salhilay
ᠰᠠᠯᠬᠢ ᠰᠢᠭ᠌ ᠰᠠᠯᠬᠢᠯᠠᠶᠠ
ᠰᠠᠯᠬᠢ ᠰᠢᠭ᠌ ᠰᠠᠯᠬᠢᠯᠠᠶᠠ
ᠰᠠᠯᠬᠢ ᠰᠢᠭ᠌ ᠰᠠᠯᠬᠢᠯᠠᠶᠠ
ᠰᠠᠯᠬᠢᠯᠠᠭᠰᠠᠨ ᠰᠢᠭ᠌ ᠰᠠᠯᠬᠢᠯᠠᠶᠠ
ᠬᠡᠳᠦᠨ ᠵᠠᠭᠤᠨ ᠵᠢᠯ ᠢᠶᠡᠷ ᠠᠮᠠ ᠳᠠᠮᠵᠢᠨ ᠪᠤᠭᠤᠷᠤᠯᠲᠤᠭᠰᠠᠨ ᠲᠡᠦᠬᠡ
ᠬᠡᠭᠡᠷ᠎ᠡ ᠶ᠋ᠢᠨ ᠰᠠᠯᠬᠢ ᠲᠠᠢ ᠬᠠᠮᠲᠤ ᠲᠡᠷᠲᠡᠭᠡ ᠳ᠋ᠦ᠍ ᠤᠷᠤᠯᠳᠤᠨ ᠭᠦᠢᠨᠡ
ᠰᠡᠳᠭᠢᠯ ᠵᠢᠷᠦᠬᠡᠨ ᠦ᠌ ᠴᠢᠨᠢ ᠮᠤᠬᠤᠷ ᠲᠤ᠌ ᠬᠤᠷᠠᠯᠳᠤᠭᠰᠠᠨ ᠡᠭᠦᠯᠡᠰ
ᠰᠡᠷᠢᠭᠦᠨ ᠰᠠᠯᠬᠢᠨ ᠤ᠋ ᠰᠡᠭᠦᠳᠡᠷ ᠡᠴᠡ ᠵᠢᠭᠤᠷᠠᠯᠳᠤᠨ
ᠬᠦᠯᠢᠰᠡ ᠲᠠᠶᠢᠯ ᠡᠮᠨᠢᠭ ᠬᠦᠯᠦᠭ ᠰᠢᠭ᠌ ᠴᠣᠶᠢᠯᠠ
ᠶᠠᠭᠤᠨ ᠳ᠋ᠤ᠌ ᠴᠤ᠌ ᠬᠣᠷᠢᠭᠯᠠᠬᠤ ᠦᠭᠡᠢ ᠴᠣᠶᠢᠨᠠᠮ ᠤᠨ ᠰᠢᠯᠦᠭ ᠰᠢᠭ᠌ ᠲᠠᠶᠢᠷ
ᠲᠩᠷᠢ ᠳ᠋ᠦ᠍ ᠪᠠᠢ ᠲᠠᠯ᠎ᠠ ᠶ᠋ᠢᠨ ᠰᠠᠯᠬᠢ ᠰᠢᠭ᠌ ᠪᠠᠢ
ᠠᠭᠤᠯᠠ ᠤᠰᠤ ᠮᠢᠨᠢ ᠲᠣᠬᠣᠢ ᠲᠦᠰᠢᠨ ᠲᠤᠯᠬᠤ ᠴᠡᠭ ᠪᠠᠶᠢᠨ᠎ᠠ
ᠵᠠᠮ ᠭᠠᠷᠭᠠᠨ ᠠᠯᠬᠤᠭᠰᠠᠭᠠᠷ ᠤᠯᠠᠮ ᠴᠠᠰᠢ ᠪᠠᠨ ᠯᠠ ᠶᠠᠪᠤᠨ᠎ᠠ᠂ ᠬᠠᠮᠢᠭᠠᠰᠢ ᠪᠠᠨ ᠯᠠ ᠬᠠᠷᠠᠨ᠎ᠠ ᠪᠦᠬᠦ ᠵᠦᠢᠯ ᠡᠴᠡ ᠲᠠᠭᠠᠰᠢᠶᠠᠯ ᠠᠪᠤᠨ᠎ᠠ
ᠢᠯᠠᠵᠤ ᠬᠠᠨᠢᠰᠠᠬᠤ ᠬᠠᠮ ᠤᠨ ᠬᠠᠮᠲᠤᠷᠠᠯ ᠳ᠋ᠤ᠌ ᠪᠢ ᠳᠤᠷᠠᠲᠠᠢ᠂ ᠲᠡᠭᠰᠢ ᠲᠠᠯᠪᠢᠭᠰᠠᠨ ᠵᠣᠷᠢᠯᠭ᠎ᠠ ᠠᠮᠢᠳᠤᠷᠠᠯ ᠳ᠋ᠤ᠌ ᠪᠢ ᠬᠠᠶᠢᠷᠠᠲᠠᠢ
ᠲᠣᠪᠴᠢᠬᠠᠨ ᠳ᠋ᠠᠭᠠᠨ ᠪᠢ ᠬᠡᠷᠦᠨ ᠬᠡᠰᠦᠬᠦ᠂ ᠶᠠᠭᠤᠨ ᠳ᠋ᠤ᠌ ᠴᠤ᠌ ᠬᠣᠷᠢᠤᠯᠳᠠᠭ ᠦᠭᠡᠢ ᠰᠠᠯᠬᠢ ᠴᠢᠮ᠎ᠠ ᠳ᠋ᠤ᠌ ᠠᠲᠠᠭᠠᠷᠬᠠᠶᠠ
ᠣᠷᠴᠢᠯᠠᠩ ᠢᠶᠠᠷ ᠴᠢ ᠳᠡᠭᠦᠯᠢᠨ ᠨᠢᠰᠦᠨ᠎ᠡ᠂ ᠡᠷᠬᠡ ᠴᠢᠯᠥᠭᠡ ᠶ᠋ᠢ ᠠᠭᠤᠯᠤᠭᠰᠠᠨ ᠲᠡᠷᠡ ᠨᠢᠭᠡ ᠤᠳᠭᠤᠨ ᠳ᠋ᠤ᠌ ᠴᠢᠨᠢ ᠲᠠᠯᠠᠷᠬᠠᠶ᠎ᠠ
ᠰᠠᠯᠬᠢ ᠰᠢᠭ᠌ ᠰᠠᠯᠬᠢᠯᠠᠶᠠ
ᠰᠠᠯᠬᠢ ᠰᠢᠭ᠌ ᠰᠠᠯᠬᠢᠯᠠᠶᠠ
ᠰᠠᠯᠬᠢ ᠰᠢᠭ᠌ ᠰᠠᠯᠬᠢᠯᠠᠶᠠ
ᠰᠠᠯᠬᠢᠯᠠᠭᠰᠠᠨ ᠰᠢᠭ᠌ ᠰᠠᠯᠬᠢᠯᠠᠶᠠ
ᠲᠥᠭᠡᠷᠢᠬᠦ ᠴᠠᠭ ᠲᠤ᠌ ᠲᠥᠷᠥᠭᠰᠡᠨ ᠡᠬᠡ ᠮᠢᠨᠢ ᠲᠥᠷᠥᠭᠦᠯᠦᠭᠰᠡᠨ ᠢᠶᠡᠨ ᠣᠶᠢᠯᠠᠭᠠᠭᠤᠯᠵᠤ᠂
ᠬᠥᠭᠡᠷᠭᠦ᠌ ᠴᠠᠭ ᠲᠤ᠌ ᠲᠦᠮᠡᠨ ᠮᠢᠨᠢ ᠤᠬᠠᠮᠰᠠᠷ ᠲᠤ᠌ ᠤᠬᠠᠭᠠᠨ ᠲᠠᠨᠢᠭᠤᠯᠵᠤ᠂
ᠲᠠᠯ᠎ᠠ ᠶ᠋ᠢᠨ ᠪᠤᠭᠤᠷᠤᠯ ᠰᠠᠯᠬᠢ ᠡᠪᠦᠭᠡᠳ ᠦᠨ ᠬᠠᠶᠢᠷ᠎ᠠ ᠪᠠᠷ ᠢᠯᠠᠵᠤ ᠢᠪᠡᠭᠡᠨ᠎ᠡ᠂
ᠲᠠ ᠶᠠᠮᠠᠷ ᠠᠭᠤᠤ ᠶᠤᠮ ᠪᠣᠢ ᠭᠡᠵᠦ ᠡᠬᠡ ᠣᠷᠣᠨ ᠳ᠋ᠤ᠌ ᠪᠠᠨ ᠬᠡᠯᠡᠭᠰᠡᠨ᠂
ᠤᠨᠠᠬᠤ ᠳ᠋ᠤ᠌ ᠪᠠᠨ ᠲᠠᠨᠶᠢᠭᠠᠬᠠᠯ ᠲᠤᠯᠵᠤ ᠪᠢ ᠤᠬᠢᠯᠠᠳᠠᠭ
ᠭᠤᠨᠢᠬᠤ ᠳ᠋ᠤ᠌ ᠮᠢᠨᠢ ᠲᠠ ᠴᠢᠬᠢᠨ ᠳ᠋ᠦ᠍ ᠮᠢᠨᠢ ᠰᠢᠪᠡᠨᠡᠵᠦ ᠳᠠᠭᠤᠯᠠᠳᠠᠭ
ᠲᠠ ᠭᠡᠵᠦ ᠲᠠᠯ᠎ᠠ ᠶ᠋ᠢᠨ ᠮᠣᠩᠭᠣᠯ ᠤᠨ ᠲᠠᠨᠢᠬᠤ ᠦᠭᠡᠢ ᠢᠳᠡ ᠰᠢᠳᠢ
ᠲᠠ ᠪᠢᠳᠡ ᠬᠣᠶᠠᠷ ᠶᠠᠮᠠᠷ ᠴᠤ᠌ ᠢᠯᠭᠠᠭ᠎ᠠ ᠦᠭᠡᠢ ᠶᠠᠭ ᠠᠳᠠᠯᠢ ᠨᠢᠭᠡ
ᠰᠡᠳᠭᠢᠯ ᠳ᠋ᠦ᠍ ᠮᠢᠨᠢ ᠣᠩᠭᠣᠳ ᠬᠥᠭᠯᠡᠭᠰᠡᠨ ᠣᠮᠣᠭᠰᠢᠯ ᠰᠢᠭ᠌
ᠢᠲᠡᠭᠡᠯ ᠳ᠋ᠦ᠍ ᠮᠢᠨᠢ ᠴᠢᠩᠭᠢᠰ ᠦᠨ ᠪᠠᠭᠠᠲᠤᠷ ᠤᠨ ᠦᠶ᠎ᠡ ᠶ᠋ᠢᠨ ᠳᠣᠮᠣᠭ ᠰᠢᠭ᠌
ᠬᠢᠯᠢ ᠭᠠᠷᠴᠤ ᠬᠡᠴᠢᠨᠡᠨ ᠬᠣᠯᠠᠳᠠᠭᠰᠠᠨ ᠴᠤ᠌ ᠰᠡᠳᠭᠢᠯ ᠮᠣᠩᠭᠣᠯ ᠳ᠋ᠠᠭᠠᠨ ᠯᠠ ᠦᠯᠡᠳᠡᠨ᠎ᠡ
ᠣᠪᠣᠭ ᠨᠡᠷ᠎ᠡ ᠪᠦᠬᠦᠨ ᠢᠶᠡᠨ ᠥᠭᠡᠷᠡᠴᠢᠯᠡᠭᠰᠡᠨ ᠴᠦ᠍ ᠴᠢᠮᠠᠶ᠋ᠢ ᠮᠣᠩᠭᠣᠯ ᠭᠡᠷᠡᠴᠢᠯᠡᠨ᠎ᠡ
ᠰᠠᠯᠬᠢ ᠴᠢᠮ᠎ᠠ ᠰᠢᠭ᠌ ᠭᠠᠷ ᠲᠤ᠌ ᠪᠠᠷᠢᠭᠳᠠᠬᠤ ᠦᠭᠡᠢ ᠨᠢᠳᠦᠨ ᠳ᠋ᠦ᠍ ᠬᠠᠷᠠᠭᠳᠠᠬᠤ ᠦᠭᠡᠢ
ᠰᠠᠯᠬᠢ ᠴᠢᠮ᠎ᠠ ᠰᠢᠭ᠌ ᠵᠠᠬᠢᠷᠤᠭᠳᠠᠬᠤ ᠦᠭᠡᠢ ᠮᠡᠳᠡᠷᠡᠭᠳᠡᠬᠦ ᠦᠭᠡᠢ
ᠡᠷᠬᠡ ᠳᠤᠷ᠎ᠠ ᠪᠠᠷ ᠢᠶᠠᠨ ᠡᠬᠡ ᠴᠢᠯᠥᠭᠡ ᠭᠡᠳᠡᠭ ᠨᠢ ᠤᠳᠭ᠌ᠠ ᠪᠠᠷ ᠢᠶᠠᠨ
ᠳᠡᠭᠦᠯᠢᠨ ᠨᠢᠰᠬᠦ ᠡᠴᠡ ᠲᠡᠭᠦᠨ ᠢ᠋ ᠮᠡᠳᠡᠷᠡᠴᠢ ᠦᠵᠡᠬᠦ ᠡᠴᠡ ᠪᠡᠨ
ᠰᠠᠯᠬᠢ ᠰᠢᠭ᠌ ᠰᠠᠯᠬᠢᠯᠠᠶᠠ
ᠰᠠᠯᠬᠢ ᠰᠢᠭ᠌ ᠰᠠᠯᠬᠢᠯᠠᠶᠠ
ᠰᠠᠯᠬᠢ ᠰᠢᠭ᠌ ᠰᠠᠯᠬᠢᠯᠠᠶᠠ
ᠰᠠᠯᠬᠢᠯᠠᠭᠰᠠᠨ ᠰᠢᠭ᠌ ᠰᠠᠯᠬᠢᠯᠠᠶᠠ
ᠰᠠᠯᠬᠢ ᠰᠢᠭ᠌ ᠰᠠᠯᠬᠢᠯᠠᠶᠠ
ᠰᠠᠯᠬᠢ ᠰᠢᠭ᠌ ᠰᠠᠯᠬᠢᠯᠠᠶᠠ
ᠰᠠᠯᠬᠢ ᠰᠢᠭ᠌ ᠰᠠᠯᠬᠢᠯᠠᠶᠠ
ᠰᠠᠯᠬᠢᠯᠠᠭᠰᠠᠨ ᠰᠢᠭ᠌ ᠰᠠᠯᠬᠢᠯᠠᠶᠠ