
在手机上保存,获得更好体验
词 : YIvEELT
ᠬᠦᠰᠡᠯᠡᠩ ᠵᠦᠭ
verse 1 :
ᠥᠷᠯᠥᠭᠡ ᠵᠢᠨ ᠨᠠᠷᠠᠨ ᠡᠴᠡ ᠡᠷᠲᠡᠯᠡᠵᠦ ᠪᠣᠰᠤᠨ᠎ᠠ
ᠲᠦᠨᠡᠷ ᠬᠠᠷᠠᠩᠭᠤᠢ ᠵᠢᠨ ᠲᠤᠮᠳᠠᠭᠤᠷ ᠵᠠᠮᠨᠠᠨ᠎ᠠ
ᠥᠪᠡᠷ ᠊ᠦᠨ ᠠᠶ᠎ᠠ ᠪᠠᠷ ᠵᠢᠠᠨ ᠲᠠᠪᠠᠲᠠᠢ ᠶᠠᠪᠤᠨ᠎ᠠ
ᠦᠢᠮᠡᠨ ᠪᠦᠬᠦᠨ ᠡᠴᠡ ᠪᠤᠷᠤᠭᠤᠯᠠᠵᠤ ᠵᠢᠭᠤᠲᠠᠨ᠎ᠠ
ᠪᠤᠳᠤᠯ ᠊ᠤᠨ ᠬᠦᠨ ᠳ᠋ᠤ᠌ ᠪᠠᠨ ᠭᠠᠭᠴᠠᠭᠠᠷ ᠵᠤᠭᠠᠯᠠᠨ᠎ᠠ
ᠬᠡᠴᠡᠭᠦᠦ ᠵᠤᠶ᠋ᠢᠯ ᠲᠠᠢ ᠪᠠᠨ ᠨᠢᠭᠤᠷ ᠲᠤᠯᠵᠤ ᠠᠮᠢᠳᠤᠷᠠᠨ᠎ᠠ
ᠬᠠᠮᠢᠭ᠎ᠠ ᠴᠤ᠌ ᠵᠤᠷᠢᠭᠰᠠᠨ ᠮᠥᠷᠥᠭᠡᠳᠦᠯ ᠲᠡᠢ ᠲᠡᠮᠡᠦᠯᠦᠨ᠎ᠡ
ᠬᠠᠷᠢᠨ ᠪᠢ ᠲᠣᠳᠣᠷᠬᠠᠢ ᠬᠠᠷᠠᠯᠲᠠ ᠲᠠᠢ ᠯᠠ ᠪᠠᠶ᠋ᠢᠨ᠎ᠠ
ᠬᠡᠵᠢᠶ᠎ᠡ ᠪᠣᠳᠣᠯ ᠊ᠤᠨ ᠬᠠᠷᠠᠩᠭᠤᠢ ᠡᠴᠡ ᠭᠠᠷᠴᠤ ᠴᠢᠳᠠᠬᠤ ᠪᠤᠢ
ᠬᠡᠷᠪᠡ ᠭᠡᠳᠡᠭ ᠦᠭᠡ ᠠ᠋ᠴᠠ ᠶᠠᠭᠠᠬᠢᠵᠤ ᠮᠤᠯᠲᠤᠷᠠᠬᠤ ᠪᠤᠢ
ᠬᠡᠯᠡ ᠪᠡᠨ ᠬᠤᠷᠴᠠᠯᠠᠵᠤ ᠤᠬᠭᠠᠨ ᠶᠠᠭᠠᠬᠢᠵᠤ ᠨᠡᠮᠡᠬᠦ ᠪᠤᠢ
ᠬᠦᠴᠦ ᠪᠠᠷᠠᠭᠰᠠᠨ ᠴᠤ᠌ ᠵᠣᠷᠢᠯᠭ᠎ᠠ ᠳ᠋ᠦ᠍ ᠪᠡᠨ ᠶᠠᠭᠠᠬᠢᠵᠤ ᠬᠦᠷᠬᠦ ᠪᠤᠢ
ᠢᠨᠢᠶᠡᠮᠰᠦᠭᠯᠡᠯ ᠊ᠦᠨ ᠴᠠᠭᠠᠨ᠎ᠠ ᠬᠢᠲᠤᠭ᠎ᠠ ᠶᠠᠭᠤᠨ ᠨᠢᠭᠤᠬᠤ ᠪᠤᠢ
ᠢᠳᠡᠬᠡᠯ ᠰᠡᠳᠬᠢᠯ ᠊ᠦᠨ ᠭᠦᠨ ᠊ᠢ ᠶᠠᠭᠠᠬᠢᠬᠤ ᠮᠡᠳᠡᠬᠦ ᠪᠤᠢ
ᠢᠯᠠᠭᠳᠠᠯ ᠊ᠤᠨ ᠴᠠᠭᠠᠨ᠎ᠠ ᠠᠮᠵᠢᠯᠲᠠ ᠬᠡᠵᠢᠶ᠎ᠡ ᠬᠦᠷᠬᠦ ᠪᠤᠢ
ᠢᠪᠡᠭᠡᠯ ᠲᠠᠠᠭᠠᠳᠬᠠᠯ ᠠ᠋ᠴᠠ ᠪᠤᠶᠠᠨ ᠠᠬᠢᠭᠠᠳ ᠢᠷᠡᠬᠦ ᠪᠤᠢ
hook :
ᠪᠢ ᠦᠷᠬᠦᠯᠵᠢ ᠲᠡᠬᠦᠨ ᠊ᠢ ᠬᠠᠶ᠋ᠢᠭᠰᠠᠭᠠᠷ ᠠᠭᠠᠷ ᠲᠤ᠌ ᠳᠡᠭᠦᠯᠢᠬᠦ ᠰᠢᠪᠠᠭᠤᠨ ᠰᠢᠭ
ᠪᠢ ᠬᠡᠵᠢᠶᠡᠳᠡ ᠲᠡᠭᠦᠨ ᠊ᠢ ᠴᠢᠭᠯᠡᠭᠰᠡᠭᠡᠷ ᠬᠣᠯᠠ ᠵᠢᠨ ᠲᠡᠷᠲᠡᠭᠡᠬᠢ ᠬᠦᠰᠡᠯ ᠵᠦᠭ ᠪᠡᠨ
ᠪᠢ ᠦᠷᠭᠦᠯᠵᠢ ᠴᠢᠮ᠎ᠠ ᠲᠠᠢ ᠪᠠᠶ᠋ᠢᠭᠰᠠᠭᠠᠷ ᠬᠦᠷᠬᠦ ᠬᠣᠯᠠ ᠵᠢᠨ ᠬᠠᠷᠠᠯᠲᠠ ᠮᠢᠨᠢ
ᠪᠢ ᠪᠤᠴᠠᠯᠲᠠ ᠥᠬᠡᠢ ᠴᠢᠮ᠎ᠠ ᠤᠷᠤᠭᠤ ᠶᠠᠪᠤᠭᠰᠠᠭᠠᠷ ᠬᠤᠯᠡᠬᠢ ᠵᠦᠭ ᠊ᠦᠨ ᠬᠦᠰᠡᠯ ᠮᠢᠨᠢ ᠠ᠋
verse 2 :
ᠭᠡᠷᠡᠯᠲᠦ ᠬᠤᠲᠠ ᠶ᠋ᠢ ᠵᠦᠭᠯᠡᠵᠤ ᠴᠢᠭᠯᠡᠨ᠎ᠡ
ᠬᠦᠷᠬᠦ ᠢᠷᠡᠭᠡᠳᠦᠢ ᠶ᠋ᠢ ᠵᠢᠷᠤᠭᠯᠠᠵᠤ ᠲᠥᠰᠦᠭᠡᠯᠡᠨ᠎ᠡ
ᠬᠥᠮᠦᠨ ᠊ᠦ ᠳᠤᠮᠳᠠ ᠥᠨᠳᠡᠶ᠋ᠢᠵᠦ ᠠᠮᠢᠳᠤᠷᠠᠨ᠎ᠠ
ᠬᠦᠰᠡᠯ ᠮᠥᠷᠥᠭᠡᠳᠦᠯ ᠵᠢᠡᠨ ᠲᠡᠭᠡᠭᠡᠵᠦ ᠶᠠᠪᠤᠨ᠎ᠠ
ᠨᠠᠷᠠᠨ ᠥᠭᠡᠳᠡ ᠲᠡᠨᠢᠭᠦᠨ ᠠᠯᠬᠤᠨ᠎ᠠ
ᠨᠠᠷᠠᠯᠠᠭ ᠬᠣᠷᠸ᠎ᠠ ᠵᠢᠨ ᠵᠢᠮ᠎ᠡ ᠶ᠋ᠢ ᠳᠠᠭᠠᠨ᠎ᠠ
ᠨᠠᠮᠳᠠᠷ ᠲᠡᠦᠬᠡ ᠪᠡᠨ ᠨᠡᠮᠡᠵᠦ ᠪᠢᠴᠢᠭᠯᠡᠨ᠎ᠡ
ᠨᠠᠴᠤᠭᠳᠣᠷᠵᠢ ᠵᠢᠨ ᠰᠢᠯᠦᠭ ᠡᠴᠡ ᠴᠡᠭᠡᠵᠢᠯᠡᠨ᠎ᠡ
ᠤᠯᠠᠷᠢᠬᠤ ᠴᠠᠭ ᠬᠤᠭᠤᠴᠠᠭ᠎ᠠ ᠲᠠᠢ ᠵᠡᠷᠭᠡᠴᠡᠨ ᠤᠷᠤᠭᠰᠢᠯᠠᠶ᠎ᠠ
ᠤᠷᠤᠰᠬᠠᠯ ᠤᠰᠤ ᠶ᠋ᠢ ᠰᠣᠷᠢᠵᠤ ᠪᠢ ᠵᠢᠳᠬᠦᠶ᠎ᠡ
ᠤᠨᠳᠤᠷᠬᠤ ᠪᠤᠯᠠᠭ ᠰᠢᠭ ᠥᠭᠡᠳᠡ ᠲᠡᠢ ᠠᠮᠢᠳᠤᠷᠠᠶ᠎ᠠ
ᠣᠳᠣ ᠡᠴᠡ ᠡᠬᠢᠯᠡᠨ ᠶᠠᠭᠤ ᠪᠦᠭᠦᠨ ᠊ᠢ ᠥᠭᠡᠷᠡᠴᠢᠯᠡᠶ᠎ᠡ
ᠵᠣᠷᠢᠭᠰᠠᠨ ᠵᠦᠭ ᠲᠦ᠍ ᠪᠡᠨ ᠵᠣᠷᠢᠵᠤ ᠪᠢ ᠭᠦᠶᠦᠶ᠎ᠡ
ᠵᠣᠷᠢᠭᠤᠳᠠ ᠪᠢ ᠬᠡᠯᠡᠬᠦ ᠦᠭᠡ ᠪᠡᠨ ᠬᠠᠰᠤᠨ
ᠴᠠᠶ᠋ᠢᠯᠭᠠᠨ ᠰᠡᠳᠬᠢᠯ ᠊ᠢ ᠦᠭᠡᠶ᠋ᠢᠯᠡᠨ ᠳᠤᠷᠠᠰᠤᠶ᠎ᠠ
ᠴᠠᠪᠠ ᠰᠠᠭᠤᠭᠰᠠᠨ ᠢᠲᠡᠭᠡᠯ ᠊ᠢ ᠣᠷᠬᠢᠨ᠎ᠠ
hook :
ᠪᠢ ᠦᠷᠬᠦᠯᠵᠢ ᠲᠡᠬᠦᠨ ᠊ᠢ ᠬᠠᠶ᠋ᠢᠭᠰᠠᠭᠠᠷ ᠠᠭᠠᠷ ᠲᠤ᠌ ᠳᠡᠭᠦᠯᠢᠬᠦ ᠰᠢᠪᠠᠭᠤᠨ ᠰᠢᠭ
ᠪᠢ ᠬᠡᠵᠢᠶᠡᠳᠡ ᠲᠡᠭᠦᠨ ᠊ᠢ ᠴᠢᠭᠯᠡᠭᠰᠡᠭᠡᠷ ᠬᠣᠯᠠ ᠵᠢᠨ ᠲᠡᠷᠲᠡᠭᠡᠬᠢ ᠬᠦᠰᠡᠯ ᠵᠦᠭ ᠪᠡᠨ
ᠪᠢ ᠦᠷᠭᠦᠯᠵᠢ ᠴᠢᠮ᠎ᠠ ᠲᠠᠢ ᠪᠠᠶ᠋ᠢᠭᠰᠠᠭᠠᠷ ᠬᠦᠷᠬᠦ ᠬᠣᠯᠠ ᠵᠢᠨ ᠬᠠᠷᠠᠯᠲᠠ ᠮᠢᠨᠢ
ᠪᠢ ᠪᠤᠴᠠᠯᠲᠠ ᠥᠬᠡᠢ ᠴᠢᠮ᠎ᠠ ᠤᠷᠤᠭᠤ ᠶᠠᠪᠤᠭᠰᠠᠭᠠᠷ ᠬᠤᠯᠡᠬᠢ ᠵᠦᠭ ᠊ᠦᠨ ᠬᠦᠰᠡᠯ ᠮᠢᠨᠢ ᠠ᠋
ᠲᠡᠭᠦᠰᠬᠡᠯ :
ᠪᠢ ᠦᠷᠭᠦᠯᠵᠢ ᠲᠠᠭᠦᠨ ᠊ᠢ ᠬᠠᠶ᠋ᠢᠭᠰᠠᠭᠠᠷ᠂ ᠬᠠᠶ᠋ᠢᠭᠰᠠᠭᠠᠷ
ᠪᠢ ᠦᠷᠭᠦᠯᠵᠢ ᠴᠢᠮ᠎ᠠ ᠲᠠᠢ ᠪᠠᠶ᠋ᠢᠭᠰᠠᠭᠠᠷ ᠂ ᠪᠠᠶ᠋ᠢᠭᠰᠠᠭᠠᠷ