Ovor Goo Ohin-Alagui

Ovor Goo Ohin

歌手:Alagui

时间:2019-05-31

    使用手机浏览器「扫一扫」

    在手机上保存,获得更好体验

标签
歌词

Ovor Goo Ohin - Alagui

词:Cyanic7

曲:Alagui

(未经许可,不得翻唱或使用)

ᠠᠮᠢᠨ ᠥᠪᠥᠷ ᠨᠤᠲᠤᠭ ᠲᠦ ᠠᠩᠬᠢᠯᠤᠨ ᠦᠨᠦᠷᠲᠦᠭᠰᠡᠨ

ᠠᠯᠲᠠᠨ ᠴᠡᠴᠡᠭᠡᠰ ᠰᠢᠭ ᠢᠶᠡᠨ ᠰᠠᠢᠬᠠᠨ

ᠲᠣᠷᠮᠣᠭᠤᠷ ᠨᠢᠳᠦ ᠶᠢ ᠪᠡᠨ ᠠᠨᠢᠰᠬᠠᠨ ᠮᠢᠰᠢᠶᠡᠭᠰᠡᠨ

ᠲᠠᠯ᠎ᠠ ᠶᠢᠨ ᠡᠷᠬᠡ ᠥᠬᠢᠨ ᠭᠣᠶᠣᠬᠠᠨ

ᠬᠡᠢᠮᠣᠷᠢ ᠬᠤᠷᠤᠢᠯᠠᠭᠰᠠᠨ ᠨᠡᠭᠦᠳᠡᠯᠴᠢᠨ ᠦᠨᠳᠦᠰᠦ ᠲᠠᠢ

ᠬᠥᠭᠡᠷᠦᠬᠦᠨ ᠥᠬᠢᠨ ᠴᠠᠭᠠᠬᠠᠨ

ᠬᠥᠪᠴᠢᠨ ᠳᠡᠯᠡᠬᠡᠢ ᠶᠢᠨ ᠡᠵᠡᠨ ᠰᠠᠬᠢᠭᠤᠰᠤ ᠡᠴᠡ

ᠮᠡᠨᠳᠦᠯᠡᠨ ᠵᠠᠶᠠᠭᠠᠭᠰᠠᠨ ᠠᠳᠠᠯᠢᠬᠠᠨ

ᠬᠤᠭᠤᠷ ᠤᠨ ᠠᠶᠠᠯᠭᠤ ᠪᠡᠷ ᠣᠷᠴᠢᠯᠠᠩ ᠢ ᠬᠥᠭᠵᠢᠭᠡᠭᠰᠡᠨ

ᠣᠮᠤᠭᠤᠯᠠᠩ ᠮᠣᠩᠭᠤᠯ ᠤᠨ ᠰᠠᠬᠢᠶ᠎ᠠ

ᠬᠠᠪᠠᠭᠠᠰᠤ ᠲᠠᠢ ᠲᠡᠷᠯᠢᠭ ᠢᠶᠡᠷ ᠢᠶᠡᠨ ᠬᠣᠷᠸ᠎ᠠ ᠶᠢ ᠤᠶᠠᠷᠠᠭᠠᠭᠰᠠᠨ

ᠤᠳᠤᠮᠲᠤ ᠮᠣᠩᠭᠤᠯ ᠤᠨ ᠳᠠᠭᠢᠨᠢ

ᠬᠡᠢᠮᠣᠷᠢ ᠬᠤᠷᠤᠢᠯᠠᠭᠰᠠᠨ ᠨᠡᠭᠦᠳᠡᠯᠴᠢᠨ ᠦᠨᠳᠦᠰᠦ ᠲᠠᠢ

ᠬᠥᠭᠡᠷᠦᠬᠦᠨ ᠥᠬᠢᠨ ᠴᠠᠭᠠᠬᠠᠨ

ᠬᠥᠪᠴᠢᠨ ᠳᠡᠯᠡᠬᠡᠢ ᠶᠢᠨ ᠡᠵᠡᠨ ᠰᠠᠬᠢᠭᠤᠰᠤ ᠡᠴᠡ

ᠮᠡᠨᠳᠦᠯᠡᠨ ᠵᠠᠶᠠᠭᠠᠭᠰᠠᠨ ᠠᠳᠠᠯᠢᠬᠠᠨ

ᠠᠳᠤᠭᠤᠴᠢᠨ ᠠᠪᠤ ᠶᠢᠨ ᠢᠶᠡᠨ ᠨᠠᠨᠳᠢᠩᠬᠠᠨ

ᠰᠠᠭᠠᠯᠢᠴᠢᠨ ᠡᠵᠢ ᠶᠢᠨ ᠢᠶᠡᠨ ᠲᠠᠩᠬᠢᠯᠬᠠᠨ

ᠠᠰᠬᠠᠭᠰᠠᠨ ᠰᠤᠪᠤᠳ ᠰᠢᠭ᠋ ᠠᠷᠢᠭᠤᠬᠠᠨ ᠴᠢᠷᠠᠢ

ᠰᠠᠯᠬᠢ ᠪᠣᠷᠣᠭᠠᠨ ᠦᠵᠡᠭᠡ ᠦᠭᠡᠢ ᠳᠠᠩᠴᠤ ᠨᠢᠷᠠᠢ

ᠬᠡᠢᠮᠣᠷᠢ ᠬᠤᠷᠤᠢᠯᠠᠭᠰᠠᠨ ᠨᠡᠭᠦᠳᠡᠯᠴᠢᠨ ᠦᠨᠳᠦᠰᠦ ᠲᠠᠢ

ᠬᠥᠭᠡᠷᠦᠬᠦᠨ ᠥᠬᠢᠨ ᠴᠠᠭᠠᠬᠠᠨ

ᠬᠥᠪᠴᠢᠨ ᠳᠡᠯᠡᠬᠡᠢ ᠶᠢᠨ ᠡᠵᠡᠨ ᠰᠠᠬᠢᠭᠤᠰᠤ ᠡᠴᠡ

ᠮᠡᠨᠳᠦᠯᠡᠨ ᠵᠠᠶᠠᠭᠠᠭᠰᠠᠨ ᠠᠳᠠᠯᠢᠬᠠᠨ

展开显示全部歌词